ᠮᠣᠩᠭᠣᠯ ᠡᠮ ᠡᠮᠨᠡᠯᠬᠡ‌ ᠶᠢᠨ ᠰᠤᠶᠤᠯ

ᠮᠤᠩᠭᠤᠯ ᠠᠨᠠᠭᠠᠬᠤ ᠤᠬᠠᠭᠠᠨ ᠤ ᠡᠭᠦᠰᠦᠯ

ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮ ᠡᠮᠨᠡᠯᠬᠡ ᠶ᠋ᠢᠨ ᠮᠦᠽᠸᠢ ᠪᠣᠯ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠣᠯ ᠡᠮᠨᠡᠯᠬᠡ ᠶ᠋ᠢᠨ ᠬᠣᠷᠢᠶᠡᠨ ‍ᠤ ᠬᠠᠷᠢᠶᠡᠳᠣ  ᠨᠢᠭᠡᠴᠢ  ᠪᠣᠯᠬᠣ ᠪᠦᠬᠡᠳ ᠳᠣᠮᠳᠠᠳᠣ ᠣᠯᠣᠰ ‍ᠤᠨ ᠠᠩᠬᠠᠳᠠᠬᠴᠢ ᠮᠣᠩᠭᠣᠯ ᠡᠮ ᠡᠮᠨᠡᠯᠬᠡ ᠶ᠋ᠢᠨ ᠰᠣᠶᠣᠯ ‍ᠢᠶ᠋ᠡᠷ ᠭᠣᠣᠯ ᠠᠭᠣᠯᠭ᠎ᠠ ᠪᠡᠨ ᠪᠣᠯᠭᠠᠬᠰᠠᠨ ᠮᠦᠽᠸᠢ ᠪᠣᠯᠣᠨ᠎ᠠ ᠃ ᠦᠪᠦᠷ ᠮᠣᠩᠭᠤᠯ ‍ᠤᠨ ᠡᠷᠡᠭᠦᠯ ᠬᠠᠮᠠᠭᠠᠯᠠᠯ ᠪᠠ ᠳᠦᠯᠦᠪᠯᠡᠭᠡᠳᠣ ᠦᠷᠡᠵᠢᠯ ‍ᠤᠨ ᠵᠦᠪᠯᠡᠯ ‍ᠤᠨ ᠳᠡᠳ᠋ ᠡᠷᠬᠢᠯᠡᠭᠴᠢ ᠂ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠣᠷᠢᠶᠡᠨ ᠳᠠᠷᠣᠭ᠎ᠠ ᠮᠦᠽᠸᠢ ᠶ᠋ᠢᠨ ᠳᠠᠷᠣᠭ᠎ᠠ ᠶ᠋ᠢ ᠬᠠᠪᠰᠣᠷᠭᠠᠨ ᠬᠠᠷᠢᠭᠣᠴᠠᠵᠦ ᠂ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠤᠷᠢᠶᠡᠨ ‍ᠤ ᠡᠷᠬᠢᠯᠡᠭᠴᠢ ᠡᠮ ᠪᠠᠷᠢᠬᠴᠢ ᠮᠦᠽᠸᠢ ᠰᠣᠳᠣᠯᠣᠯ ‍ᠤᠨ ᠬᠡᠰᠢᠬᠦᠨ ᠵᠠᠩ ᠬᠣᠩ ᠰᠢᠶᠨ ᠳᠡᠳ᠋ ᠮᠦᠽᠸᠢ ᠶ᠋ᠢᠨ ᠳᠠᠷᠣᠭ᠎ᠠ ᠪᠡᠷ ᠠᠵᠢᠯᠯᠠᠵᠦ ᠪᠠᠶᠢᠨ᠎ᠠ ᠃
 ᠦᠪᠦᠷ ᠮᠣᠩᠭᠣᠯ ‍ᠤᠨ ᠣᠯᠡᠨ ᠣᠯᠣᠰ ‍ᠤᠨ ᠮᠣᠩᠭᠤᠯ ᠡᠮ ᠡᠮᠨᠡᠯᠬᠡ ᠶ᠋ᠢᠨ ᠮᠦᠽᠸᠢ2012 ᠣᠨ ‍ᠤ11 ᠳ᠋ᠣᠬᠡᠷ ᠰᠠᠷ᠎ᠡ ᠶ᠋ᠢᠨ20 ‍ᠤ ᠡᠳᠣᠷ ᠦᠪᠦᠷ ᠮᠣᠩᠭᠤᠯ ‍ᠤᠨ ᠦᠪᠡᠷᠳᠡᠬᠡᠨ ᠵᠠᠰᠠᠬᠣ ᠣᠷᠣᠨ ‍ᠤ ᠰᠣᠶᠣᠯ ‍ᠤᠨ ᠳᠣᠪᠴᠢᠶᠡᠨ(  ᠬᠠᠭᠣᠴᠢᠰ ‍ᠤᠨ ᠵᠦᠪᠯᠡᠯ ) ‍ ᠤ ᠵᠦᠪᠰᠢᠶᠡᠷᠡᠯ ‍ᠢᠶ᠋ᠡᠷ ( ᠳᠠᠩᠰᠠᠯᠠᠭᠣᠯᠣᠬᠰᠠᠨ ᠨᠣᠮᠸᠷ150105021 ) ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠣᠷᠢᠶᠡᠨ (  ᠬᠦᠬᠡᠬᠣᠳᠠ ᠶ᠋ᠢᠨ ᠰᠠᠶᠢᠬᠠᠨ ᠳᠣᠭᠣᠷᠢᠭ ‍ᠤᠨ ᠶᠡᠬᠡ ᠰᠣᠷᠭᠠᠭᠣᠯᠢ ᠵᠠᠬᠦᠨ ᠵᠠᠮ 83 ᠨᠣᠮᠸᠷ ) ᠳ᠋ᠣ ᠵᠢᠩᠬᠢᠨᠢ ᠪᠡᠷ ᠪᠠᠶᠢᠭᠣᠯᠣᠬᠳᠠᠪᠠ ᠃
 ᠦᠪᠦᠷ ᠮᠣᠩᠭᠣᠯ ‍ᠤᠨ ᠦᠪᠡᠷᠳᠡᠭᠡᠨ ᠵᠠᠰᠠᠬᠣ ᠣᠷᠣᠨ ‍ᠤ ᠵᠠᠰᠠᠭ ‍ᠤᠨ ᠣᠷᠳᠣᠨ ᠪᠣᠯᠣᠨ ᠦᠪᠦᠷ ᠮᠣᠩᠭᠤᠯ ‍ᠤᠨ ᠡᠷᠡᠬᠦᠯ ᠬᠠᠮᠠᠭᠠᠯᠠᠯ  ᠪᠣᠯᠣᠨ ᠳᠦᠯᠦᠪᠯᠡᠭᠡᠳᠣ ᠦᠷᠡᠵᠢᠯ ‍ᠤᠨ ᠵᠦᠪᠯᠡᠯ ‍ᠤᠨ ᠳᠡᠮᠵᠢᠯᠬᠡ ᠪᠡᠷ ᠂2009 ᠣᠨ ᠳ᠋ᠣ ᠦᠪᠦᠷ ᠮᠣᠩᠭᠣᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠣᠷᠢᠶ᠎ᠠ ᠡᠬᠢᠯᠡᠨ ᠪᠠᠶᠢᠭᠣᠯᠬᠣ  ᠦᠶ᠎ᠡ ᠳ᠋ᠣ ᠳᠡᠷᠣᠢ 《  ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠣᠷᠢᠶᠡᠨ ‍ᠤ ᠮᠣᠩᠭᠤᠯ ᠡᠮ ᠡᠮᠨᠡᠯᠬᠡ ᠶ᠋ᠢᠨ ᠰᠣᠷᠪᠣᠯᠵᠢ ᠪᠢᠴᠢᠭ  (  ᠡᠳ᠋ ᠪᠣᠳᠡᠰ ) ᠴᠣᠭᠯᠠᠭᠣᠯᠬᠣ ᠠᠯᠪᠡᠨ ᠭᠡᠷ 》  ‍ᠢ ᠪᠠᠶᠢᠭᠣᠯᠣᠬᠰᠠᠨ ᠶᠣᠮ ᠃ ᠡᠮᠨᠡᠯᠬᠡ ᠶ᠋ᠢᠨ ᠬᠣᠷᠢᠶᠡᠨ ‍ᠤ ᠣᠳᠣᠷᠢᠳᠣᠯᠭ᠎ᠠ ᠵᠢᠯ ᠪᠦᠷᠢ ᠳᠣᠰᠬᠠᠢ ᠬᠦᠮᠦᠨ ᠳᠣᠮᠢᠯᠡᠨ ᠦᠪᠦᠷ ᠮᠣᠩᠭᠤᠯ ‍ᠤᠨ ᠡᠯ᠎ᠡ ᠭᠠᠵᠡᠷ ᠣᠷᠣᠨ ᠪᠣᠯᠣᠨ ᠣᠷᠣᠨ ‍ᠤ ᠭᠠᠳᠠᠨ᠎ᠠ ᠦᠷᠬᠡᠨ ᠬᠡᠪᠴᠢᠶ᠎ᠠ ᠪᠡᠷ ᠠᠷᠡᠳ ‍ᠤᠨ ᠳᠣᠮᠳᠠ ᠳᠠᠷᠬᠠᠵᠦ ᠪᠠᠶᠢᠬᠰᠠᠨ ᠮᠣᠩᠭᠤᠯ ᠡᠮ ᠡᠮᠨᠡᠯᠬᠡ ᠶ᠋ᠢᠨ ᠰᠣᠷᠪᠣᠯᠵᠢ ᠪᠢᠴᠢᠭ ᠪᠣᠯᠣᠨ ᠮᠣᠩᠭᠤᠯ ᠡᠮ ᠡᠮᠨᠡᠯᠬᠡ ᠶ᠋ᠢᠨ   ᠪᠠᠭᠠᠵᠢ ᠬᠡᠷᠡᠭᠰᠡᠯ ᠬᠢᠬᠡᠳ ᠬᠠᠮᠢᠶ᠎ᠠ  ᠪᠦᠬᠦᠢ ᠡᠳ᠋ ᠪᠣᠳᠡᠰ  ‍ᠢ ᠶᠡᠬᠡᠬᠡᠨ ᠬᠡᠮᠵᠢᠶ᠎ᠠ ᠪᠡᠷ ᠴᠣᠭᠯᠠᠭᠣᠯᠣᠬᠰᠠᠨ ᠶᠣᠮ ᠃  ᠰᠣᠷᠪᠣᠯᠵᠢ ᠪᠢᠴᠢᠭ ᠂ ᠰᠣᠩᠭᠣᠳᠠᠭ ᠵᠣᠬᠢᠶᠡᠯ ‍ᠤᠨ ᠳᠣᠳᠣᠷ᠎ᠡ ᠮᠣᠩᠭᠤᠯ ᠬᠡᠯᠡᠨ ‍ᠤ ᠮᠣᠩᠭᠣᠯ ᠡᠮᠨᠡᠯᠬᠡ ᠶ᠋ᠢᠨ ᠮᠣᠳᠣᠨ ᠪᠡᠷ ‍ᠤᠨ ᠰᠣᠳᠣᠷ ᠂ ᠭᠠᠷ ᠪᠢᠴᠢᠮᠡᠯ ᠂ ᠳᠡᠭᠡᠳᠣ ᠦᠶ᠎ᠡ ᠡᠴᠨ ᠣᠯᠠᠮᠵᠢᠯᠠᠬᠰᠠᠨ ᠵᠣᠷ ᠨᠠᠶᠢᠷᠠᠯᠭ᠎ᠠ ᠶ᠋ᠢᠨ ᠭᠠᠷ ᠪᠢᠴᠢᠮᠡᠯ ᠪᠠᠶᠢᠬᠣ ᠡᠴᠨ ᠭᠠᠳᠠᠨ᠎ᠠ ᠴᠢᠩ ᠣᠯᠣᠰ ‍ᠤᠨ ᠦᠶ᠎ᠡ ᠶ᠋ᠢᠨ ᠮᠣᠩᠭᠤᠯ  ᠡᠮ ᠡᠮᠨᠡᠯᠬᠡ ᠶ᠋ᠢᠨ ᠡᠷᠳᠡᠮᠳᠡᠨ ᠵᠠᠮᠪᠠᠯᠳᠣᠷᠵᠢ ᠨᠠᠮᠳᠡᠷ ‍ᠤᠨ ᠦᠨᠦᠴᠢᠨ ᠳᠡᠪᠳᠡᠷ ᠂ ᠠᠷᠪᠡᠨ ᠨᠢᠬᠡᠳᠦᠬᠡᠷ ᠳᠦᠷᠢ ᠶ᠋ᠢᠨ 《  ᠣᠯᠠᠭᠠᠨ ᠭᠠᠯᠰᠠᠩᠬᠠᠶᠢᠷᠣᠪᠳᠠᠨᠪᠢᠨᠢᠮ᠎ᠠ 》 ᠬᠣᠪᠢᠯᠭᠠᠨ ‍ᠤ ᠬᠠᠨᠳᠢᠪᠯᠡᠭᠰᠡᠨ ᠮᠣᠩᠭᠤᠯ ᠬᠡᠯᠡᠨ ‍ᠤ 《  ᠠᠨᠠᠭᠠᠬᠣ ᠣᠬᠠᠭᠠᠨ ‍ᠤ ᠳᠦᠷᠪᠡᠨ ᠦᠨᠳᠦᠰᠦ 》 ᠵᠡᠷᠬᠡ ᠬᠣᠪᠣᠷ ᠴᠣᠬᠠᠭ ᠨᠣᠮ ᠰᠣᠳᠣᠷ ‍ᠦᠳ ᠪᠣᠢ ᠃ ᠪᠠᠭᠠᠵᠢ ᠬᠡᠷᠡᠭᠰᠡᠯ ‍ᠤᠨ ᠵᠦᠢᠯ ‍ᠤᠨ ᠬᠠᠳᠠᠭᠠᠯᠠᠮᠵᠢ ᠳ᠋ᠣ ᠮᠤᠩᠭᠤᠯ ‍ᠤᠨ ᠦᠨᠳᠦᠷᠯᠢᠭ  ‍ᠤᠨ ᠳᠠᠪᠣᠨ ᠮᠢᠩᠭᠠᠨ ᠵᠢᠯ ‍ᠤᠨ ᠡᠮᠣᠨ᠎ᠠ ᠬᠦᠮᠦᠨ ᠳᠦᠷᠦᠯᠬᠢᠳᠡᠨ ‍ᠤ ᠬᠡᠷᠡᠭᠯᠡᠵᠦ ᠪᠠᠶᠢᠬᠰᠠᠨ ᠴᠢᠯᠠᠭᠣᠨ  ᠪᠠᠭᠠᠵᠢ ᠂ ᠣᠳᠣ ᠡᠴᠨ ᠬᠣᠶᠡᠷ ᠮᠢᠩᠭᠠᠨ ᠵᠢᠯ ‍ᠤᠨ  ᠡᠮᠣᠨᠡᠬᠢ ᠾᠦᠩᠨᠦ ᠵᠡᠷᠬᠡ ᠡᠷᠳᠡᠨ ‍ᠤ ᠨᠡᠬᠦᠳᠠᠯᠴᠢᠨ ᠠᠶᠢᠮᠠᠭ ‍ᠤᠨ ᠬᠡᠷᠡᠭᠯᠡᠵᠦ ᠪᠠᠶᠢᠬᠰᠠᠨ ᠡᠮ ᠡᠮᠨᠡᠯᠬᠡ ᠶ᠋ᠢᠨ ᠪᠠᠭᠠᠵᠢ ᠬᠡᠷᠡᠭᠰᠡᠯ ᠂ ᠶᠣᠸᠠᠨ ᠣᠯᠣᠰ ᠡᠴᠨ ᠴᠢᠩ ᠣᠯᠣᠰ ᠵᠢᠴᠢ ᠣᠷᠴᠢᠨ ᠣᠳᠣ ᠦᠶ᠎ᠠ ᠶ᠋ᠢᠨ ᠮᠣᠩᠭᠤᠯ ᠦᠨᠳᠦᠰᠦᠳᠡᠨ ‍ᠤ ᠬᠡᠷᠡᠭᠯᠡᠵᠦ ᠪᠠᠶᠢᠬᠰᠠᠨ ᠡᠮ ᠡᠮᠨᠡᠯᠬᠡ ᠶ᠋ᠢᠨ  ᠪᠠᠭᠠᠵᠢ ᠬᠡᠷᠡᠭᠰᠡᠯ ᠂ ᠱᠠᠰᠢᠨ ‍ᠤ ᠭᠡᠷᠡᠭᠰᠡᠯ ᠵᠡᠷᠬᠡ ᠪᠣᠢ ᠃  ᠦᠪᠡᠷ ‍ᠤᠨ ᠦᠨᠳᠦᠰᠦᠳᠡᠨ ‍ᠤ ᠪᠡᠨ ᠭᠡᠷᠡᠯ ᠰᠠᠴᠣᠷᠠᠩᠭᠤᠢ  ᠦᠪ ᠦᠯᠡᠳᠡᠭᠳᠡᠯ ᠪᠡᠨ ᠠᠪᠣᠷᠠᠨ ᠬᠠᠮᠠᠭᠠᠯᠠᠵᠦ ᠂ ᠬᠦᠭᠵᠢᠬᠦᠯᠦᠨ ᠪᠠᠳᠠᠷᠠᠭᠣᠯᠬᠣ ᠪᠠ ᠮᠦᠽᠸᠢ ᠶ᠋ᠢ ᠴᠣᠭᠴᠢᠯᠡᠨ ᠪᠠᠶᠢᠭᠣᠯᠬᠣ ᠳ᠋ᠣ ᠶᠡᠭᠡᠭᠡᠨ ᠬᠡᠮᠵᠢᠶᠡᠨ ‍ᠤ ᠠᠵᠢᠯ ‍ᠦᠳ ‍ᠢ ᠬᠢᠭᠰᠡᠨ ᠶᠣᠮ ᠃ ᠦᠨᠦᠳᠡᠷ ᠪᠣᠯᠬᠣ ᠳ᠋ᠣ ᠦᠪᠦᠷ ᠮᠣᠩᠭᠤᠯ ‍ᠤᠨ ᠣᠯᠡᠨ ᠣᠯᠣᠰ ‍ᠤᠨ ᠡᠮ ᠡᠮᠨᠡᠯᠬᠡ ᠶ᠋ᠢᠨ ᠮᠦᠽᠸᠢ ᠨᠢ ᠨᠡᠶᠢᠳᠠ 8000  ᠭᠠᠷᠣᠢ ᠢᠵᠢ ᠬᠠᠳᠠᠭᠠᠯᠠᠮᠵᠢ ᠳᠡᠢ ᠪᠣᠯᠵᠠᠢ ᠃ ᠡᠬᠦᠨ ‍ᠤ ᠳᠣᠳᠣᠷᠡᠬᠢ ᠣᠯᠡᠩᠬᠢ ᠡᠳ᠋ ᠪᠣᠳᠡᠰ ‍ᠢ ᠮᠣᠩᠭᠤᠯ ᠡᠮ ᠡᠮᠨᠡᠯᠬᠡ ᠶ᠋ᠢᠨ ᠠᠬᠠᠮᠡᠳ ᠬᠦᠮᠦᠰ ᠪᠠ ᠳᠡᠳᠠᠨ ‍ᠤ ᠦᠷ᠎ᠡ ᠬᠡᠣᠬᠡᠳ ᠨᠡᠷ ᠬᠢᠭᠡᠳ ᠨᠡᠶᠢᠭᠡᠮ ‍ᠤᠨ ᠡᠯ᠎ᠡ ᠡᠳᠡᠭᠡᠳ ‍ᠤᠨ ᠦᠨᠳᠦᠰᠦᠳᠡᠨ ‍ᠤ ᠪᠡᠨ ᠰᠣᠶᠣᠯ ‍ᠤᠨ ᠦᠢᠯᠡᠰ ᠲᠣ ᠬᠠᠶᠢᠷ᠎ᠠ ᠰᠡᠳᠬᠢᠯᠬᠡ ᠳᠡᠢ ᠮᠤᠩᠭᠤᠯ ᠡᠮ ᠡᠮᠨᠡᠯᠭᠡ ᠶ᠋ᠢᠨ ᠡᠷᠳᠡᠮᠳᠡᠨ ᠮᠡᠷᠭᠡᠳ ᠂ ᠠᠷᠡᠳ  ᠳᠣᠮᠳᠠᠬᠢ ᠬᠠᠭᠣᠴᠢᠰ ᠬᠠᠳᠠᠭᠠᠯᠠᠭᠴᠢᠳ ᠬᠠᠨᠳᠢᠪᠯᠡᠭᠰᠡᠨ ᠶᠣᠮ ᠃
 ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮ ᠡᠮᠨᠡᠯᠬᠡ ᠶ᠋ᠢᠨ ᠮᠦᠽᠸᠢ ᠶ᠋ᠢᠨ ᠳᠡᠯᠬᠡᠨ ᠦᠵᠡᠬᠦᠯᠣᠯᠳᠠ ‍ᠢ ᠦᠪᠦᠷ ᠮᠤᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠤᠷᠢᠶᠡᠨ ‍ᠤ ᠭᠣᠣᠯ ᠠᠰᠡᠷ ‍ᠤᠨ ᠳᠣᠳᠣᠷ᠎ᠡ 1-4 ᠳ᠋ᠣᠬᠡᠷ ᠳᠠᠪᠬᠣᠷᠯᠢᠭ ᠳ᠋ᠣ ᠳᠣᠬᠢᠷᠠᠭᠣᠯᠵᠦ ᠦᠨ᠎ᠠ ᠳᠦᠯᠦᠪᠣᠷᠢ ᠦᠬᠡᠢ ᠪᠡᠷ ᠣᠯᠡᠨ ᠳᠦᠮᠡᠨ ᠳ᠋ᠣ ᠰᠣᠨᠢᠷᠬᠠᠭᠣᠯᠵᠦ ᠪᠣᠢ ᠃ ᠡᠨᠳᠠ ᠮᠣᠩᠭᠤᠯ ᠡᠮᠨᠡᠯᠬᠡ ᠶ᠋ᠢᠨ ᠣᠨᠣᠯ ᠪᠣᠯᠣᠨ ᠰᠣᠩᠭᠤᠳᠠᠭ ᠵᠣᠬᠢᠶᠡᠯ ᠂ ᠰᠣᠷᠪᠣᠯᠵᠢ ᠪᠢᠴᠢᠭ ᠂ ᠮᠣᠩᠭᠣᠯ ᠡᠮᠨᠡᠯᠬᠡ ᠶ᠋ᠢᠨ  ᠡᠮᠴᠢᠯᠡᠬᠡᠨ ‍ᠤ ᠡᠯ᠎ᠠ ᠵᠦᠢᠯ ‍ᠤᠨ ᠪᠠᠭᠠᠵᠢ ᠬᠡᠷᠡᠭᠰᠡᠯ ᠂ ᠠᠮᠢᠳᠡᠨ ᠣᠷᠭᠣᠮᠡᠯ ᠵᠡᠷᠬᠡ ᠡᠮᠳᠣ ᠪᠣᠳᠡᠰ ‍ᠤᠨ ᠵᠠᠭᠪᠣᠷ ᠂ ᠮᠣᠩᠭᠤᠯ ᠡᠮᠨᠡᠯᠬᠡ ᠶ᠋ᠢᠨ ᠣᠨᠣᠰᠢᠯᠡᠯ ᠪᠠ   ᠮᠣᠩᠭᠣᠯ ᠣᠨᠴᠠᠯᠢᠬᠳᠣ ᠣᠯᠠᠮᠵᠢᠯᠠᠯᠳᠣ ᠵᠠᠰᠠᠯ ‍ᠤᠨ ᠠᠷᠭ᠎ᠠ  ᠵᠡᠷᠬᠡ ᠶ᠋ᠢ  ᠬᠠᠷᠠᠭᠣᠯᠣᠬᠰᠠᠨ ᠬᠠᠳᠠᠭᠠᠯᠠᠮᠵᠢ ‍ᠦᠳ ᠪᠣᠢ ᠃ ᠡᠪᠡᠳᠴᠢᠳᠡᠨ ᠪᠠ ᠡᠪᠡᠳᠴᠢᠳᠡᠨ ‍ᠤ ᠭᠡᠷ ‍ᠤᠨ ᠬᠦᠮᠦᠰ ᠡᠪᠡᠳᠴᠢᠨ ᠦᠵᠡᠬᠦᠯᠵᠦ ᠪᠠᠶᠢᠭ᠎ᠠ ᠰᠡᠯᠡᠭᠦᠦ ᠴᠠᠭ ᠪᠠᠷ ‍ᠢᠶ᠋ᠡᠨ  ᠡᠳᠡᠭᠡᠷ ᠬᠡᠳᠦᠨ ᠠᠷᠪᠡ ᠡᠴᠨ ᠬᠡᠳᠦᠨ ᠮᠢᠩᠭᠠᠨ ᠵᠢᠯ ‍ᠤᠨ  ᠳᠣᠷᠰᠢᠳᠠ ᠣᠯᠠᠮᠵᠢᠯᠠᠵᠦ ᠢᠷᠡᠭᠰᠡᠨ ᠦᠨᠳᠦᠰᠦᠳᠡᠨ ‍ᠤ ᠣᠯᠠᠮᠵᠢᠯᠠᠯᠳᠣ ᠰᠣᠶᠣᠯ ᠰᠣᠨᠢᠷᠬᠠᠵᠦ ᠂ ᠮᠣᠩᠭᠤᠯ ᠡᠮ ᠡᠮᠨᠡᠯᠬᠡ ᠶ᠋ᠢᠨ ᠦᠷᠬᠡᠨ ᠳᠡᠯᠬᠡᠷ ᠰᠣᠶᠣᠯ ‍ᠤᠨ ᠠᠭᠣᠯᠣᠬᠳᠠᠬᠣᠨ ᠪᠣᠯᠣᠨ ᠳᠡᠬᠦᠨ ᠣᠷᠳᠣ ᠣᠳᠠᠭᠠᠨ ᠳᠡᠣᠬᠡ ᠶ᠋ᠢᠨ ᠬᠦᠭᠵᠢᠯᠳᠠ ᠶ᠋ᠢ ᠣᠶᠢᠯᠠᠭᠠᠵᠦ ᠪᠣᠯᠣᠨ᠎ᠠ ᠃ ᠪᠦᠷᠢᠨ ᠪᠣᠰᠣ ᠪᠦᠷᠢᠳᠬᠡᠯ ‍ᠢ ᠦᠨᠳᠦᠰᠦᠯᠡᠪᠡᠯ ᠮᠦᠽᠸᠢ ᠶ᠋ᠢᠨ ᠦᠵᠡᠬᠦᠯᠦᠬᠡ ᠶ᠋ᠢ ᠳᠣᠭᠣᠷᠢᠨ ᠦᠵᠡᠭᠴᠢᠳ  ‍ᠤᠨ ᠳᠣᠭ᠎ᠠ ᠵᠢᠯ ᠪᠦᠷᠢ 20  ᠳᠦᠮᠨ ᠣᠳᠠᠭ᠎ᠠ ᠬᠦᠷᠦᠭᠰᠡᠨ ᠪᠦᠭᠡᠳ ᠬᠠᠮᠳᠣ ᠪᠦᠯᠬᠦᠮ ‍ᠢᠶ᠋ᠡᠷ ᠳᠣᠭᠣᠷᠢᠨ ᠦᠵᠡᠭᠴᠢᠳ ᠲᠣ ᠮᠣᠩᠭᠤᠯ ᠬᠢᠳᠡᠳ ᠬᠣᠣᠰ ᠬᠡᠯᠨ ᠪᠡᠷ ᠳᠣᠬᠠᠢ ᠶ᠋ᠢᠨ ᠳᠠᠯᠠᠪᠡᠢ ᠳ᠋ᠣᠨᠢ ᠳᠠᠶᠢᠯᠪᠣᠷᠢ ᠬᠢᠵᠦ ᠦᠭᠭᠦᠳᠡᠭ ᠪᠠᠶᠢᠠᠨ᠎ᠠ ᠃ 2014 ᠣᠨ ᠳ᠋ᠣ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠤᠷᠢᠶ᠎ᠠ  ︵  ᠦᠪᠦᠷ ᠮᠣᠩᠭᠣᠯ ‍ᠤᠨ ᠣᠯᠡᠨ ᠣᠯᠣᠰ ‍ᠤᠨ ᠮᠣᠩᠭᠣᠯ  ᠡᠮ ᠡᠮᠨᠡᠯᠬᠡ ᠶ᠋ᠢᠨ ᠮᠦᠽᠸᠢ ᠪᠠᠬᠳᠠᠨ᠎ᠠ ︶  ᠨᠢ ︽  ᠪᠦᠬᠦ ᠣᠯᠣᠰ ‍ᠤᠨ ᠦᠨᠳᠦᠰᠦᠳᠡᠨ ‍ᠤ ᠡᠮ ᠡᠮᠨᠡᠯᠬᠡ ᠶ᠋ᠢᠨ ᠰᠣᠶᠣᠯ ‍ᠢ ᠣᠬᠠᠭᠣᠯᠠᠬᠣ  ᠰᠣᠷᠭᠠᠨ ᠬᠦᠮᠦᠵᠢᠯ ‍ᠤᠨ ᠰᠠᠭᠣᠷᠢᠨ ᠭᠠᠵᠡᠷ ︾  ‍ᠢᠶ᠋ᠡᠷ ᠦᠨᠠᠯᠡᠭᠳᠡᠭᠰᠡᠨ ᠪᠠᠶᠢᠨ᠎ᠠ ᠃ ᠦᠷᠬᠡᠨ ᠬᠡᠪᠴᠢᠶ᠎ᠠ ᠪᠡᠷ ᠮᠣᠩᠭᠤᠯ ᠡᠮ ᠡᠮᠨᠡᠯᠬᠡ ᠶ᠋ᠢᠨ ᠰᠣᠶᠣᠯ ‍ᠢ   ᠬᠦᠭᠵᠢᠬᠦᠯᠣᠨ ᠪᠠᠳᠠᠷᠠᠭᠣᠯᠵᠦ ᠣᠯᠠᠮᠵᠢᠯᠡᠨ ᠵᠠᠯᠭᠠᠮᠵᠢᠯᠠᠬᠣ ᠳ᠋ᠣ ᠭᠠᠬᠴᠠᠬᠦ ᠳᠣᠣᠷ ᠰᠦᠯᠵᠢᠶ᠎ᠠ ᠶ᠋ᠢ ᠣᠬᠠᠭᠭᠣᠯᠡᠨ ᠳᠠᠮᠵᠢᠭᠣᠯᠠᠬᠣ ᠪᠢᠰᠢ ᠂ ᠪᠠᠰᠠᠴᠦ ᠦᠢᠯᠡ ᠠᠵᠢᠯᠯᠠᠭ᠎ᠠ ᠶ᠋ᠢᠨ ᠬᠡᠯᠪᠡᠷᠢ ᠪᠡᠷ ᠳᠠᠮᠵᠢᠭᠣᠯᠳᠠᠭ ᠃ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮᠨᠡᠯᠬᠡ ᠶ᠋ᠢᠨ ᠬᠣᠷᠢᠶ᠎ᠠ ᠂ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮ ᠡᠮᠨᠡᠯᠬᠡ ᠶ᠋ᠢᠨ ᠮᠦᠽᠸᠢ 2012 ᠣᠨ ᠳ᠋ᠣ  ︽ ᠣᠯᠠᠭᠠᠨᠪᠠᠭᠠᠳᠣᠷ  — ᠳᠣᠮᠳᠠᠳᠣ ᠣᠯᠣᠰ ‍ᠤᠨ ᠰᠣᠶᠣᠯ ‍ᠤᠨ ᠬᠦᠳᠡᠯᠬᠡᠬᠡᠨ ‍ᠤ ᠭᠠᠷᠠᠭ  ︾ ᠂ 2013 ᠣᠨ ᠳ᠋ᠣ  ︽  ᠠᠩᠬᠠᠳᠣᠭᠠᠷ ᠣᠳᠠᠭᠠᠨ ‍ᠤ ᠳᠠᠶᠢᠸᠠᠨ — ᠦᠪᠦᠷ ᠮᠣᠩᠭᠣᠯ ᠰᠣᠶᠣᠯ ‍ᠤᠨ ᠭᠠᠷᠠᠭ ︾  ᠂  ︽  ᠠᠷᠪᠠᠳᠣᠭᠠᠷ ᠬᠣᠭᠣᠴᠠᠭᠠᠨ ‍ᠤ ᠳᠣᠮᠳᠠᠳᠣ ᠣᠯᠣᠰ ᠂ ᠦᠪᠦᠷ ᠮᠣᠩᠭᠤᠯ ‍ᠤᠨ ᠳᠠᠯ᠎ᠠ ᠨᠣᠳᠣᠭ ‍ᠤᠨ ᠰᠣᠶᠣᠯ ‍ᠤᠨ ᠨᠠᠶᠢᠷ ︾ ᠂ ︽  ᠳᠣᠮᠳᠠᠳᠣ ᠣᠯᠣᠰ — ᠡᠷᠢᠶᠡᠨ ᠬᠣᠳᠠ ᠶ᠋ᠢᠨ ᠬᠢᠳᠡᠳ ᠂ ᠮᠣᠩᠭᠤᠯ ᠂ ᠣᠷᠣᠰ ᠠᠷᠢᠯᠵᠢᠭ᠎ᠠ ᠬᠣᠳᠡᠯᠳᠣᠭᠠᠨ ‍ᠤ ᠬᠠᠮᠳᠣᠷᠡᠨ ᠠᠵᠢᠯᠯᠠᠬᠣ ᠬᠡᠯᠡᠯᠴᠡᠭᠡᠷ ‍ᠤᠨ ᠬᠣᠷᠡᠯ ︾ ᠂ ︽  ᠳᠣᠮᠳᠠᠳᠣ ᠣᠯᠣᠰ  ︵  ᠨᠢᠩᠰᠢᠶᠨ ︶  ᠦᠨᠳᠦᠰᠦᠳᠡᠨ ‍ᠤ ᠡᠮ ᠡᠮᠨᠡᠯᠬᠡ ᠶ᠋ᠢᠨ ᠳᠡᠯᠬᠡᠨ ᠦᠵᠡᠬᠦᠯᠣᠯᠳᠠ ︾ ᠂2015  ᠣᠨ ᠳ᠋ᠣ ︽  ᠠᠩᠬᠠᠳᠣᠭᠠᠷ ᠣᠳᠠᠭᠠᠨ ‍ᠤ ᠳᠣᠮᠳᠠᠳᠣ — ᠮᠣᠩᠭᠤᠯ ᠣᠯᠣᠰ ‍ᠤᠨ ᠳᠡᠯᠬᠡᠨ ᠦᠵᠡᠬᠦᠯᠦᠯᠳᠠ ︾ ᠵᠡᠷᠭᠡ ᠴᠢᠬᠣᠯᠨ ᠴᠢᠬᠣᠯᠨ ᠰᠣᠶᠣᠯ ‍ᠤᠨ ᠰᠣᠯᠢᠯᠴᠠᠭᠠᠨ ‍ᠤ ᠬᠦᠳᠡᠯᠬᠡᠬᠡᠨ ᠳ᠋ᠣ ᠣᠷᠣᠯᠴᠠᠵᠦ ᠮᠣᠩᠭᠤᠯ ᠡᠮ ᠡᠮᠨᠡᠯᠬᠡ ᠶ᠋ᠢᠨ ᠬᠠᠭᠣᠴᠢᠰ  ᠬᠠᠳᠠᠭᠠᠯᠠᠮᠵᠢ  ᠶ᠋ᠢ  ᠰᠢᠨᠵᠢᠯᠡᠬᠦ ᠣᠬᠠᠭᠠᠨ ‍ᠢ ᠳᠦᠬᠡᠮᠡᠯᠵᠢᠬᠦᠯᠬᠦ ᠠᠭᠣᠯᠭ᠎ᠠ ᠪᠡᠷ ᠳᠡᠯᠭᠡᠨ ᠦᠵᠡᠬᠦᠯᠵᠣ ᠦᠷᠬᠡᠨ ᠣᠯᠡᠨ ᠦᠵᠡᠭᠴᠢᠳ ‍ᠤᠨ ᠦᠨᠳᠦᠰᠦᠳᠡᠨ ‍ᠤ ᠡᠮ ᠡᠮᠨᠡᠯᠬᠡ ᠶ᠋ᠢᠨ ᠬᠦᠨ ᠵᠣᠵᠠᠭᠠᠨ ᠰᠣᠶᠣᠯ ‍ᠤᠨ ᠦᠨᠳᠦᠰᠦ ᠪᠣᠯᠣᠨ ᠡᠴᠢᠨ᠎ᠠ ᠳᠠᠯᠳᠠ ᠷᠢᠳᠢ ᠰᠢᠳᠢ ‍ᠢ ᠣᠶᠢᠯᠠᠭᠣᠯᠡᠬᠣ ᠳ᠋ᠣ ᠠᠰᠣᠷᠣ ᠶᠡᠬᠡ ᠨᠠᠶᠢᠬᠡᠮ ‍ᠤᠨ ᠳᠣᠰᠬᠠᠯ ᠭᠠᠷᠭᠠᠵᠠᠢ ᠃ ᠡᠭᠦᠨ ᠡᠴᠨ ᠭᠠᠳᠠᠨ᠎ᠠ ᠮᠦᠽᠸᠢ ᠶ᠋ᠢᠨ ᠠᠵᠢᠯᠳᠡᠳ ᠨᠠᠰᠣᠳᠠᠶᠢᠴᠣᠳ ‍ᠤᠨ ᠠᠰᠠᠷᠠᠮᠵᠢ ᠶ᠋ᠢᠨ ᠬᠦᠷᠢᠶᠡᠯᠡᠩ ᠪᠠᠶᠢᠭᠣᠯᠣᠯᠭ᠎ᠠ ᠪᠡᠷ ᠬᠦᠨᠵᠡᠭᠡᠶᠢᠷᠡᠵᠦ ᠮᠣᠩᠭᠤᠯ ᠡᠮ ᠡᠮᠨᠡᠯᠬᠡ ᠶ᠋ᠢᠨ ᠰᠣᠶᠣᠯ ‍ᠤᠨ ᠣᠬᠠᠭᠣᠯᠭ᠎ᠠ ᠪᠣᠯᠣᠨ ᠵᠢᠷᠣᠮ ‍ᠤᠨ ᠡᠮᠴᠢᠯᠡᠬᠡᠨ ‍ᠤ ᠠᠵᠢᠯ ‍ᠢ ᠦᠷᠨᠢᠬᠦᠯᠦᠭᠰᠡᠨ ᠪᠠᠶᠢᠨ᠎ᠠ ᠃
 ᠦᠪᠦᠷ ᠮᠣᠩᠭᠤᠯ ‍ᠤᠨ ᠮᠣᠩᠭᠤᠯ ᠡᠮ ᠡᠮᠨᠡᠯᠬᠡ  ᠶ᠋ᠢᠨ ᠮᠦᠽᠸᠢ ᠪᠠᠶᠢᠭᠣᠯᠣᠬᠳᠠᠬᠰᠠᠨ ‍ᠤ ᠳᠠᠷᠠᠭ᠎ᠠ ᠮᠣᠩᠭᠤᠯ ᠡᠮ ᠡᠮᠨᠡᠯᠬᠡ ᠶ᠋ᠢᠨ ᠦᠷᠬᠡᠨ ᠳᠡᠯᠭᠡᠷ ᠬᠦᠨ ᠵᠣᠵᠠᠭᠠᠨ ᠰᠣᠶᠣᠯ  ‍ᠤᠨ ᠦᠪ ‍ᠢ ᠣᠯᠠᠮ ᠰᠠᠶᠢᠨ ‍ᠢᠶ᠋ᠡᠷ ᠬᠠᠮᠠᠭᠠᠯᠠᠵᠦ ᠂ ᠣᠯᠠᠮᠵᠢᠯᠠᠬᠤ ᠂ ᠰᠣᠳᠣᠯᠬᠣ ᠶ᠋ᠢᠨ ᠳᠦᠯᠦᠬᠡ ᠂ ᠦᠷᠭᠡᠨ ᠣᠯᠣᠨ ᠮᠣᠩᠭᠤᠯ ᠡᠮ ᠡᠮᠨᠡᠯᠬᠡ ᠶ᠋ᠢᠨ ᠠᠵᠢᠯᠳᠡᠳ ᠲᠣ ᠬᠣᠪᠣᠷ ᠨᠠᠨᠳᠢᠨ ᠯᠡᠪᠯᠡᠯᠳᠡ ᠶ᠋ᠢᠨ ᠮᠠᠲ᠋ᠸᠷᠢᠶᠡᠯ ᠬᠠᠩᠭᠠᠭᠠᠪᠡ ᠃ ᠮᠦᠽᠸᠢ ᠨᠢ ᠬᠠᠳᠠᠭᠠᠯᠠᠵᠦ ᠪᠠᠶᠢᠭ᠎ᠠ ᠮᠣᠩᠭᠤᠯ ᠳᠦᠪᠡᠳ ᠬᠡᠯᠡᠨ ‍ᠤ ᠰᠣᠷᠪᠣᠯᠵᠢ ᠪᠢᠴᠢᠭ ᠰᠣᠳᠣᠷ  ‍ᠢ ᠰᠢᠰᠲ᠋ᠸᠮ ᠳᠡᠢ ᠳᠢᠭᠯᠡᠨ  ᠳᠦᠷᠣᠯᠵᠢᠬᠦᠯᠵᠦ ᠂ 2013 ᠣᠨ ‍ᠤ11 ᠰᠠᠷ᠎ᠠ ᠳ᠋ᠣ ︽  ᠦᠪᠦᠷ ᠮᠣᠩᠭᠤᠯ ‍ᠤᠨ ᠮᠣᠩᠭᠣᠯ ᠡᠮᠨᠡᠯᠬᠡ ᠶ᠋ᠢᠨ ᠬᠣᠷᠢᠶᠡᠨ ‍ᠤ ᠮᠣᠩᠭᠤᠯ ᠡᠮ ᠡᠮᠨᠡᠯᠬᠡ ᠶ᠋ᠢᠨ ᠮᠦᠽᠸᠢ ᠳ᠋ᠣ ᠬᠠᠳᠠᠭᠠᠯᠵᠦ ᠪᠠᠶᠢᠭ᠎ᠠ ᠰᠣᠷᠪᠣᠯᠵᠢ ᠪᠢᠴᠢᠭ ‍ᠤᠨ ᠵᠢᠷᠣᠬᠳᠣ ᠳᠡᠪᠳᠡᠷ ︾  ‍ᠢ ᠡᠮᠬᠢᠳᠬᠡᠨ ᠬᠡᠪᠯᠡᠬᠦᠯᠵᠦ  ᠭᠠᠷᠭᠠᠪᠠ ᠃ ᠳᠣᠰ ᠨᠣᠮ ᠲᠣ ᠮᠣᠩᠭᠤᠯ  ᠂ ᠳᠦᠪᠡᠳ ᠬᠡᠯᠡᠨ ‍ᠤ ᠡᠮ ᠡᠮᠨᠡᠯᠬᠡ ᠶ᠋ᠢᠨ ᠳᠣᠯᠭᠣᠷ ᠪᠢᠴᠢᠭ ᠪᠣᠯᠣᠨ ᠰᠣᠷᠪᠣᠯᠵᠢ ᠪᠢᠴᠢᠭ  ᠮᠠᠲ᠋ᠸᠷᠢᠶᠡᠯ ᠂ ᠮᠣᠩᠭᠤᠯ ᠡᠮᠨᠡᠯᠬᠡ ᠶ᠋ᠢᠨ ᠵᠢᠭᠠᠨ ᠰᠣᠷᠭᠠᠯᠳᠠ ᠶ᠋ᠢᠨ ᠡᠯᠬᠦᠮᠡᠯ ᠵᠢᠷᠣᠭ ᠂ ᠵᠡᠬᠦᠦ ᠳᠦᠬᠡᠨᠡᠯᠬᠡ ᠶ᠋ᠢᠨ ᠭᠠᠣᠯᠢᠨ ᠬᠦᠮᠦᠨ ᠂ ᠮᠣᠩᠭᠤᠯ ᠡᠮ ᠡᠮᠨᠡᠯᠬᠡ ᠶ᠋ᠢᠨ ᠬᠠᠮᠢᠶᠠᠳᠡᠢ ᠠᠭᠣᠯᠭ᠎ᠠ ᠪᠦᠬᠦᠢ ᠲᠠᠩᠺᠠ ᠵᠡᠷᠬᠡ ‍ᠢ ᠡᠮᠬᠢᠳᠬᠡᠨ ᠣᠷᠣᠭᠣᠯᠣᠬᠰᠠᠨ ᠪᠠᠶᠢᠨ᠎ᠠ ᠃ ᠳᠣᠰ ᠨᠣᠮ ᠨᠢ 2014 ᠣᠨ ᠳ᠋ᠣ ᠳᠣᠮᠳᠠᠳᠣ ᠣᠯᠣᠰ ‍ᠤᠨ ᠦᠨᠳᠦᠰᠦᠳᠡᠨ ‍ᠤ ᠡᠮ ᠡᠮᠨᠡᠯᠬᠡ ᠶ᠋ᠢᠨ ᠨᠡᠶᠢᠬᠡᠮᠯᠢᠭ ᠡᠴᠨ ᠣᠯᠭᠣᠬᠰᠠᠨ ︽  ᠡᠷᠳᠡᠮ ᠰᠢᠨᠵᠢᠯᠡᠬᠡᠨ ‍ᠤ ᠵᠣᠬᠢᠶᠡᠯ ᠪᠦᠳᠦᠭᠡᠯ ‍ᠤᠨ ᠬᠣᠶᠠᠳᠣᠭᠠᠷ ᠳᠡᠰ ‍ᠤᠨ ᠱᠠᠩᠨᠠᠯ ᠬᠦᠷᠳᠡᠭᠰᠡᠨ ᠪᠠᠶᠢᠨ᠎ᠠ ᠃ ᠡᠬᠦᠨ ᠡᠴᠨ ᠭᠠᠳᠠᠨ᠎ᠠ ᠪᠠᠰᠠ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ  ᠡᠮ ᠡᠮᠨᠡᠯᠬᠡ ᠶ᠋ᠢᠨ ᠮᠦᠽᠸᠢ ᠂ ᠦᠪᠦᠷ ᠮᠣᠩᠭᠤᠯ ‍ᠤᠨ ᠮᠦᠽᠸᠢ ᠂ ᠦᠪᠦᠷ ᠮᠣᠩᠭᠤᠯ ‍ᠤᠨ ᠡᠮᠨᠡᠯᠬᠡ ᠶ᠋ᠢᠨ ᠶᠡᠬᠡ ᠰᠣᠷᠭᠠᠭᠣᠯᠢ ᠶ᠋ᠢᠨ ᠮᠣᠩᠭᠤᠯ ᠡᠮ ᠡᠮᠨᠡᠯᠬᠡ ᠶ᠋ᠢᠨ ᠮᠦᠽᠸᠢ ᠳᠡᠢ ᠬᠠᠮᠳᠣᠷᠡᠵᠦ ︽  ᠬᠦᠮᠦᠨ ᠪᠠᠶᠢᠭᠠᠯᠢ ᠨᠢᠬᠡᠨ ᠬᠦᠢᠰᠦ  — ᠮᠣᠩᠭᠤᠯ ᠡᠮ ᠡᠮᠨᠡᠯᠬᠡ ᠶ᠋ᠢᠨ ᠰᠣᠶᠣᠯ ︾ ᠭᠡᠰᠡᠨ ᠵᠢᠷᠣᠬᠳᠣ ᠳᠠᠶᠢᠯᠪᠣᠷᠢ ᠨᠣᠮ ᠬᠡᠪᠯᠡᠭᠦᠯᠵᠦ ᠨᠡᠶᠢᠬᠡᠮ ‍ᠤᠨ ᠡᠯ᠎ᠡ ᠡᠳᠡᠭᠡᠳ ‍ᠤᠨ ᠰᠠᠶᠢᠨ ᠦᠨᠡᠯᠡᠯ ‍ᠢ ᠣᠯᠣᠬᠰᠠᠨ ᠪᠠᠶᠢᠨ᠎ᠠ ᠃ ᠣᠯᠠᠮ ᠨᠢᠬᠡ ᠠᠯᠬᠣᠮ ᠮᠣᠩᠭᠤᠯ ᠡᠮ ᠡᠮᠨᠡᠯᠬᠡ ᠶ᠋ᠢ ᠰᠣᠳᠣᠯᠵᠦ ᠂ ᠨᠡᠩ ᠰᠠᠶᠢᠨ ‍ᠢᠶ᠋ᠡᠷ ᠨᠡᠷᠡᠳᠣ ᠠᠬᠠᠮᠡᠳ ᠪᠠᠬᠰᠢ ᠨᠡᠷ ‍ᠤᠨ ᠣᠯᠠᠮᠵᠢᠯᠠᠵᠦ ᠢᠷᠡᠭᠰᠡᠨ ᠬᠣᠪᠣᠷ ᠦᠨᠡᠳᠣ ᠳᠣᠷᠰᠢᠯᠭ᠎ᠠ  ᠪᠠ ᠮᠣᠩᠭᠤᠯ ᠡᠮ ᠨᠠᠶᠢᠷᠠᠯᠭ᠎ᠠ ᠶ᠋ᠢ ᠰᠣᠳᠣᠯᠣᠨ ᠨᠡᠭᠡᠭᠡᠵᠦ ᠡᠮᠴᠢᠯᠡᠬᠡᠨ ᠳᠡᠬᠡᠷ᠎ᠡ ᠬᠡᠷᠡᠭᠵᠢᠬᠦᠯᠬᠦ ᠠᠵᠢᠯ ‍ᠤᠨ  ᠳᠣᠮᠳᠠ  ᠂2013 ᠳ᠋ᠣ ᠦᠪᠦᠷ ᠮᠣᠩᠭᠤᠯ ‍ᠤᠨ ᠮᠣᠩᠭᠤᠯ ᠡᠮ ᠡᠮᠨᠡᠯᠬᠡ ‍ᠤᠨ ᠮᠦᠽᠸᠢ ᠨᠢ ᠦᠪᠦᠷ ᠮᠣᠩᠭᠣᠯ ‍ᠤᠨ ᠣᠯᠡᠨ  ᠣᠯᠣᠰ ‍ᠤᠨ ᠮᠣᠩᠭᠤᠯ ᠡᠮᠨᠡᠯᠬᠡ ᠶ᠋ᠢᠨ ᠬᠤᠷᠢᠶᠡᠨ ‍ᠤ ᠳᠡᠮᠵᠢᠯᠬᠡ ᠪᠡᠷ ︽  ᠪᠦᠬᠦ ᠣᠯᠣᠰ ‍ᠤᠨ ᠨᠡᠷᠡᠳᠣ ᠠᠬᠠᠮᠡᠳ ᠮᠣᠩᠭᠤᠯ ᠡᠮᠨᠡᠯᠬᠡ ᠶ᠋ᠢᠨ ᠳᠣᠰᠬᠠᠢ ᠮᠡᠷᠭᠡᠵᠢᠯᠳᠡᠨ ᠪᠣᠣ ᠵᠢᠩ ᠷᠦᠩ  ‍ᠤᠨ ᠠᠵᠢᠯᠯᠠᠬᠤ ᠭᠡᠷ ︾  ‍ᠢ ᠪᠠᠶᠢᠭᠤᠯᠵᠦ ᠪᠣᠣ ᠵᠢᠩ ᠷᠦᠩ ᠵᠡᠷᠬᠡ ᠨᠡᠷᠡᠳᠣ ᠠᠬᠠᠮᠡᠳ ᠡᠮᠴᠢ ᠨᠡᠷ ‍ᠤᠨ ᠮᠣᠩᠭᠤᠯ ᠡᠮ ᠡᠮᠨᠡᠯᠬᠡ ᠶ᠋ᠢᠨ ᠡᠷᠳᠡᠮ ᠰᠢᠨᠵᠢᠯᠡᠬᠡᠨ ‍ᠤ ᠦᠵᠡᠯ ᠰᠠᠨᠠᠭ᠎ᠠ ᠪᠣᠯᠣᠨ ᠡᠪᠡᠳᠴᠢᠨ ᠵᠠᠰᠠᠬᠣ ᠡᠮᠴᠢᠯᠡᠬᠡᠨ ‍ᠤ ᠳᠣᠷᠰᠢᠯᠭ᠎ᠠ ᠂ ᠣᠯᠠᠮᠵᠢᠯᠠᠯᠳᠣ ᠠᠷᠭ᠎ᠠ ᠪᠡᠷ ᠮᠣᠩᠭᠤᠯ ᠡᠮ ᠨᠠᠶᠢᠷᠠᠭᠣᠯᠬᠣ  ᠮᠡᠷᠭᠡᠵᠢᠯ ‍ᠤᠨ ᠳᠠᠯ᠎ᠠ ᠪᠡᠷ ᠰᠢᠰᠲ᠋ᠸᠮ ᠳᠡᠢ  ᠡᠮᠬᠢᠳᠬᠡᠨ ᠰᠣᠳᠣᠯᠵᠦ ︽ ᠮᠣᠩᠭᠣᠯ ᠡᠮ ᠨᠠᠶᠢᠷᠠᠭᠤᠯᠬᠣ ᠪᠣᠣ ᠵᠢᠩ ᠷᠦᠩ ‍ᠤᠨ ᠭᠠᠷ ᠠᠪᠣᠯᠭ᠎ᠠ  ︾ ᠵᠡᠷᠭᠡ ᠨᠣᠮ  ‍ᠢ ᠨᠠᠶᠢᠷᠠᠭᠣᠯᠣᠨ ᠭᠠᠷᠭᠠᠪᠠ ᠃  ᠵᠠᠷᠢᠮ ᠮᠣᠩᠭᠤᠯ ᠡᠮ ᠨᠠᠶᠢᠷᠠᠯᠭ᠎ᠠ ‍ᠤᠨ ᠣᠯᠠᠮᠵᠢᠯᠠᠯᠳᠣ ᠨᠠᠶᠢᠷᠠᠭᠣᠯᠬᠣ ᠠᠷᠭ᠎ᠠ ᠬᠠᠶᠠᠬᠳᠠᠵᠦ ᠬᠡᠬᠡᠭᠳᠡᠬᠦ ᠬᠡᠮᠵᠢᠶᠡᠨ ᠳ᠋ᠣ ᠬᠦᠷᠴᠦ ᠂ ᠮᠣᠩᠭᠤᠯ ᠡᠮ ᠨᠠᠶᠢᠷᠠᠯᠭ᠎ᠠ ᠶ᠋ᠢᠨ ᠡᠮᠴᠢᠯᠡᠬᠡᠨ ‍ᠤ ᠠᠴᠢ ᠳᠣᠰᠨ ᠶ᠋ᠢ ᠨᠦᠯᠦᠬᠡᠯᠡᠵᠦ ᠪᠠᠶᠢᠭ᠎ᠠ ᠪᠠᠶᠢᠳᠡᠯ ᠳ᠋ᠣ ᠴᠢᠭᠯᠡᠬᠦᠯᠦᠨ ᠳᠣᠰᠬᠠᠢ ᠮᠡᠷᠬᠡᠵᠢᠯᠳᠡᠨ ‍ᠤ ᠡᠩᠨᠡᠬᠡ ᠶ᠋ᠢ ᠪᠠᠶᠢᠭᠤᠯᠵᠦ ᠪᠣᠣ ᠵᠢᠩ ᠷᠦᠩ ᠪᠠᠬᠰᠢ ᠶ᠋ᠢᠨ ᠦᠪᠡᠷ ‍ᠤᠨ ᠪᠡᠶ᠎ᠡ ᠶ᠋ᠢᠨ ᠵᠢᠯᠤᠭᠤᠳᠣᠯᠭ᠎ᠠ ᠪᠡᠷ ᠪᠣᠩ ᠠ ᠵᠡᠷᠬᠡ ᠡᠮᠳᠣ ᠪᠣᠳᠡᠰ  ‍ᠢ ᠣᠯᠠᠮᠵᠢᠯᠠᠯᠳᠣ ᠨᠣᠮᠣᠬᠠᠳᠬᠠᠯ ‍ᠤᠨ ᠠᠷᠭ᠎ᠠ ᠪᠡᠷ ᠳᠣᠷᠰᠢᠯᠳᠠ ᠬᠢᠵᠦ ᠣᠯᠠᠮᠵᠢᠯᠠᠬᠣ ᠶ᠋ᠢᠨ ᠳᠠᠭᠠᠣ ᠬᠣᠳᠣᠭᠣᠳᠣᠨ ‍ᠤ ᠦᠮᠡᠨ  ᠂ ᠣᠯᠠᠭᠠᠨ ᠬᠣᠭᠣᠯᠠᠢ ᠶ᠋ᠢᠨ ᠦᠮᠡᠨ ᠳᠦᠷᠬᠡᠨ ᠣᠳᠠᠭᠠᠨ ᠴᠢᠨᠡᠷᠳᠡᠢ ᠬᠣᠳᠣᠭᠣᠳᠣᠨ ᠦᠷᠪᠢᠰᠦᠯ  ᠵᠡᠷᠬᠡ ᠡᠪᠡᠳᠴᠢᠨ ‍ᠢ ᠵᠠᠰᠠᠬᠣ ᠮᠣᠩᠭᠤᠯ ᠡᠮ ︽  ᠬᠣᠪᠢᠯᠭᠠᠨ ᠦᠨᠡᠰᠦᠨ ᠡᠮ ︾ ‍ᠢ ᠨᠡᠬᠡᠬᠡᠨ ᠬᠦᠭᠵᠢᠬᠦᠯᠬᠦ ᠪᠠ ᠣᠯᠠᠮᠵᠢᠯᠠᠯᠳᠣ ᠠᠷᠭ᠎ᠠ  ᠪᠡᠷ ᠨᠣᠮᠣᠬᠳᠬᠠᠬᠣ ᠳᠣᠷᠰᠢᠯᠳᠠ ᠶ᠋ᠢᠨ ᠰᠡᠳᠣᠪ ‍ᠢ ᠳᠠᠭᠠᠴᠢᠯᠡᠨ ᠠᠪᠣᠪᠠ  ᠃ ᠦᠨᠦ ︽ ᠬᠣᠪᠢᠯᠭᠠᠨ ᠦᠨᠡᠰᠦᠨ ᠡᠮ ︾ ᠨᠢ ᠨᠢᠭᠡᠨᠳᠠ ᠦᠪᠡᠷᠳᠡᠬᠡᠨ ᠵᠠᠰᠠᠬᠣ ᠣᠷᠣᠨ ‍ᠤ ᠳᠦᠷᠪᠡᠳᠦᠭᠡᠷ ᠣᠳᠠᠭᠠᠨ ‍ᠤ ᠪᠣᠳᠡᠰ ‍ᠤᠨ ᠪᠣᠰᠣ ᠰᠣᠶᠣᠯ ‍ᠤᠨ ᠦᠯᠡᠳᠡᠭᠳᠡᠯ ᠰᠡᠳᠣᠪ ᠲᠣ ᠣᠷᠣᠵᠠᠢ ᠃
 ᠦᠪᠦᠷ ᠮᠣᠩᠭᠤᠯ ‍ᠤᠨ ᠣᠯᠡᠨ ᠣᠯᠣᠰ ‍ᠤᠨ ᠮᠤᠩᠭᠤᠯ ᠡᠮ ᠡᠮᠨᠡᠯᠬᠡ ᠶ᠋ᠢᠨ  ᠮᠦᠽᠸᠢ ᠶ᠋ᠢᠨ ᠠᠵᠢᠯᠳᠡᠨ9 ᠨᠡᠷ᠎ᠡ ᠪᠠᠶᠢᠵᠦ ᠂ ᠳᠡᠭᠦᠨ ‍ᠤ ᠳᠣᠳᠣᠷ᠎ᠡ ᠫᠷᠣᠹᠸᠰᠰᠣᠷ3 ᠨᠡᠷ᠎ᠡ ᠂ ᠡᠷᠬᠢᠯᠡᠭᠴᠢ ᠡᠮᠴᠢ1 ᠨᠡᠷ᠎ᠡ ᠂ ᠡᠮᠴᠢ ᠪᠠᠬᠰᠢ1 ᠨᠡᠷ᠎ᠡ ᠂ ᠳ᠋ᠣᠺᠲ᠋ᠤᠷ1 ᠨᠡᠷ᠎ᠡ ᠂ ᠮᠠᠭᠢᠰᠲ᠋ᠸᠷ 1 ᠨᠡᠷ᠎ᠡ ᠂ ᠪᠣᠰᠣᠳ2 ᠨᠡᠷ᠎ᠡ  ᠪᠠᠶᠢᠨ᠎ᠠ ᠃ ᠠᠵᠢᠯ ᠦᠢᠯᠡᠰ ᠲᠡᠭᠡᠨ ᠳᠣᠪᠣᠶᠢᠮ᠎ᠠ ᠠᠮᠵᠢᠯᠳᠠ ᠭᠠᠷᠭᠠᠬᠰᠠᠨ ᠳᠣᠯᠨ ᠦᠪᠦᠷ ᠮᠣᠩᠭᠤᠯ ‍ᠤᠨ ᠣᠯᠡᠨ ᠣᠯᠣᠰ ‍ᠤᠨ ᠮᠣᠩᠭᠤᠯ ᠡᠮ ᠡᠮᠨᠡᠯᠬᠡ ᠶ᠋ᠢᠨ ᠮᠦᠽᠸᠢ ᠨᠢ 2013-2014 ᠣᠨ ᠳ᠋ᠣ ᠦᠪᠡᠷᠳᠡᠬᠡᠨ ᠵᠠᠰᠠᠬᠣ ᠣᠷᠣᠨ ‍ᠤ ᠳᠡᠰ ‍ᠤᠨ ︽  ᠵᠠᠯᠠᠭᠣᠴᠣᠳ ‍ᠤᠨ ᠪᠣᠯᠪᠠᠰᠣᠨ ᠨᠡᠷᠡᠮᠵᠢᠳᠣ ︾ ᠢᠷᠠᠭᠣ ᠠᠯᠳᠡᠷ ‍ᠢ ᠬᠦᠳᠡᠭᠰᠡᠨ ᠪᠠᠶᠢᠨ᠎ᠠ ᠃