ᠣᠪᠣᠭ ᠨᠡᠷ᠎ᠡ : ᠪᠣᠣ ᠵᠢᠩ ᠷᠦᠩ
ᠦᠠᠳᠣᠰᠣᠳᠠᠠ : ᠮᠤᠩᠭᠤᠯ ᠦᠨᠳᠦᠰᠦᠳᠡᠨ
ᠲᠣᠪᠴᠢ ᠲᠠᠨᠢᠯᠴᠠᠭᠤᠯᠭ᠎ᠠ :
ᠪᠣᠣ ᠵᠢᠩ ᠷᠦᠩ ᠂ ᠮᠣᠩᠭᠤᠯ ᠦᠨᠳᠦᠰᠦᠳᠡᠨ ᠂1930ᠣᠨ ᠳ᠋ᠣ ᠹᠦᠰᠢᠨ ᠳ᠋ᠣ ᠳᠦᠷᠦᠪᠠ ᠃ ᠦᠪᠦᠷ ᠮᠣᠩᠭᠤᠯ ᠤᠨ ᠦᠪᠡᠷᠳᠡᠬᠡᠨ ᠵᠠᠰᠠᠬᠤ ᠤᠷᠤᠨ ᠤ ᠬᠢᠳᠡᠳ ᠮᠣᠩᠭᠤᠯ ᠡᠮᠨᠡᠯᠬᠡ ᠶ᠋ᠢᠨ ᠬᠣᠷᠢᠶᠡᠨ ᠤ ᠮᠣᠩᠭᠤᠯ ᠡᠮ ᠤᠨ ᠭᠡᠷ ᠤᠨ ᠡᠷᠬᠢᠯᠡᠭᠴᠢ ᠪᠡᠷ ᠠᠵᠢᠯᠯᠠᠵᠦ ᠦᠩᠬᠡᠷᠡᠪᠡ ᠃
ᠪᠣᠣ ᠵᠢᠩ ᠷᠦᠩ ᠬᠠᠷᠬᠠᠨ ᠪᠠᠭ᠎ᠠ ᠡᠴᠨ ᠪᠡᠨ ᠪᠠᠬᠰᠢ ᠳᠠᠭᠠᠵᠦ ᠡᠮᠨᠡᠯᠬᠡ ᠰᠣᠷᠴᠠᠢ ᠃1945ᠣᠨ ᠳ᠋ᠣ ᠹᠦᠰᠢᠨ ᠰᠢᠶᠡᠨ ᠤ ᠮᠣᠩᠭᠤᠯᠵᠢᠨ ᠭᠡᠭᠡᠨ ᠰᠦᠮ᠎ᠠ ᠶ᠋ᠢᠨ ᠮᠠᠨᠪᠠᠷᠠᠰᠠᠩ ᠳ᠋ᠣ ᠳᠠᠪᠣᠨ ᠵᠢᠯ ᠰᠠᠭᠣᠵᠦ ᠡᠮᠨᠡᠯᠬᠡ ᠶ᠋ᠢᠨ ᠰᠣᠳᠣᠷ ᠂ ᠡᠮ ᠤᠨ ᠷᠦᠩᠪᠸ ᠰᠣᠷᠣᠯᠴᠠᠬᠰᠠᠨ ᠪᠦᠬᠡᠳ ᠠᠯᠳᠠᠷᠳᠣ ᠡᠮᠴᠢ ᠭᠦᠨᠠᠪᠠᠳᠠᠷᠡ ᠶ᠋ᠢᠨ ᠵᠢᠯᠣᠭᠣᠳᠣᠯᠭ᠎ᠠ ᠳᠣᠣᠷ᠎ᠡ ᠡᠮ ᠳᠠᠨᠢᠬᠣ ᠂ ᠡᠮ ᠳᠡᠬᠦᠬᠦ ᠂ ᠡᠮ ᠨᠣᠮᠣᠬᠠᠳᠬᠠᠬᠣ ᠂ ᠡᠮ ᠨᠠᠶᠢᠷᠠᠭᠣᠯᠬᠣ ᠠᠷᠭ᠎ᠠ ᠮᠡᠷᠭᠡᠵᠢᠯ ᠢ ᠬᠢᠨᠠᠮᠠᠭᠠᠢ ᠰᠣᠷᠣᠯᠴᠠᠵᠦ ᠂ ᠣᠯᠠᠮᠵᠢᠯᠠᠯᠳᠣ ᠮᠣᠩᠭᠣᠯ ᠡᠮ ᠢ ᠢᠯᠭᠠᠨ ᠳᠠᠨᠢᠬᠣ ᠂ ᠨᠣᠮᠣᠬᠠᠳᠬᠠᠬᠣ ᠂ ᠵᠣᠷᠯᠠᠬᠣ ᠵᠡᠷᠬᠡ ᠮᠡᠷᠭᠡᠵᠢᠯ ᠤᠨ ᠰᠣᠳᠣ ᠶ᠋ᠢ ᠨᠢ ᠵᠠᠯᠠᠭᠠᠮᠵᠢᠯᠡᠨ ᠠᠪᠴᠦ ᠨᠢᠬᠡᠨ ᠳᠣᠰᠬᠠᠢ ᠮᠡᠷᠬᠡᠵᠢᠯ ᠳ᠋ᠡᠬᠡᠨ ᠴᠠᠭᠠᠷᠠᠬᠰᠠᠨ ᠡᠮ ᠨᠠᠶᠢᠷᠠᠭᠣᠯᠬᠣ ᠠᠵᠢᠯᠳᠡᠨ ᠪᠣᠯᠣᠬᠰᠠᠨ ᠪᠠᠶᠢᠨ᠎ᠠ ᠃1956ᠣᠨ ᠳ᠋ᠣ ᠦᠪᠦᠷ ᠮᠣᠩᠭᠤᠯ ᠤᠨ ᠦᠪᠡᠷᠳᠡᠬᠡᠨ ᠵᠠᠰᠠᠬᠣ ᠣᠷᠣᠨ ᠤ ᠬᠢᠳᠡᠳ ᠮᠣᠩᠭᠤᠯ ᠡᠮᠨᠡᠯᠬᠡ ᠰᠣᠳᠣᠯᠬᠣ ᠭᠠᠵᠡᠷ ᠠᠵᠢᠯ ᠰᠢᠯᠵᠢᠨ ᠢᠷᠡᠵᠦ ᠂ ᠮᠣᠩᠭᠤᠯ ᠡᠮ ᠤᠨ ᠭᠡᠷ ᠢ ᠡᠬᠦᠰᠬᠡᠨ ᠪᠠᠶᠢᠭᠣᠯᠬᠣ ᠠᠵᠢᠯ ᠢ ᠬᠠᠷᠢᠭᠣᠴᠠᠪᠠ ᠃ ᠳᠡᠷᠨ ᠭᠠᠬᠴᠨ ᠪᠡᠶ᠎ᠡ ᠪᠡᠷ ᠢᠶ᠋ᠡᠨ50ᠭᠠᠷᠣᠢ ᠳᠦᠷᠦᠯ ᠤᠨ ᠮᠣᠩᠭᠤᠯ ᠡᠮ ᠢ ᠵᠣᠷᠯᠡᠨ ᠬᠦᠮᠦᠨ ᠤ ᠬᠦᠴᠦ ᠪᠡᠷ ᠨᠡᠶᠢᠷᠠᠭᠣᠯᠵᠦ ᠦᠪᠡᠷᠳᠡᠬᠡᠨ ᠵᠠᠰᠠᠬᠣ ᠣᠷᠣᠨ ᠤ ᠡᠷᠡᠬᠦᠯ ᠬᠠᠮᠠᠭᠠᠯᠠᠯ ᠤᠨ ᠰᠠᠯᠠᠭ᠎ᠠ ᠮᠦᠴᠢᠷ ᠤᠨ ᠠᠩᠬᠠᠳᠠᠬᠴᠢ ᠮᠣᠩᠭᠤᠯ ᠡᠮ ᠤᠨ ᠭᠡᠷ ᠪᠣᠯᠣᠨ ᠮᠣᠩᠭᠤᠯ ᠡᠮ ᠨᠠᠶᠢᠷᠠᠭᠣᠯᠬᠣ ᠳᠠᠰᠣᠭ ᠢ ᠡᠷᠬᠢᠯᠡᠨ ᠪᠠᠶᠢᠭᠣᠯᠪᠠ ᠃
ᠳᠡᠷᠨ ᠪᠡᠷ ᠦᠪᠦᠷ ᠮᠣᠩᠭᠤᠯ ᠤᠨ ᠬᠡᠪᠴᠢᠶᠡᠨ ᠳ᠋ᠡᠬᠢ ᠮᠣᠩᠭᠤᠯ ᠡᠮ ᠤᠨ ᠬᠡᠬᠡᠷ᠎ᠡ ᠶ᠋ᠢᠨ ᠣᠷᠭᠣᠮᠡᠯ ᠤᠨ ᠡᠬᠢ ᠪᠠᠶᠠᠯᠢᠭ ᠤᠨ ᠳᠠᠷᠬᠠᠴᠨ ᠶ᠋ᠢᠨ ᠪᠠᠶᠢᠳᠡᠯ ᠢ ᠪᠦᠬᠦ ᠳᠠᠯ᠎ᠠ ᠪᠡᠷ ᠣᠶᠢᠯᠭᠠᠨ ᠡᠵᠡᠮᠰᠢᠬᠦ ᠶ᠋ᠢᠨ ᠳᠠᠭᠠᠣ ᠣᠷᠢᠳ ᠬᠣᠵᠢᠳ ᠣᠯᠡᠨ ᠣᠳᠠᠭ᠎ᠠ ᠦᠪᠦᠷ ᠮᠣᠩᠭᠤᠯ ᠤᠨ ᠵᠡᠬᠦᠨ ᠪᠠᠷᠠᠭᠣᠨ ᠳᠣᠮᠳᠠ ᠬᠡᠰᠡᠭ ᠢᠶ᠋ᠡᠷ ᠮᠣᠩᠭᠤᠯ ᠡᠮ ᠤᠨ ᠬᠡᠬᠡᠷ᠎ᠡ ᠶ᠋ᠢᠨ ᠣᠷᠭᠣᠮᠡᠯ ᠤᠨ ᠡᠬᠢ ᠰᠣᠷᠪᠣᠯᠵᠢ ᠳ᠋ᠣ ᠰᠢᠰᠲ᠋ᠸᠮ ᠳᠠᠢ ᠪᠠᠶᠢᠴᠠᠭᠠᠯᠳᠠ ᠬᠢᠵᠦ ᠂ 500ᠭᠠᠷᠣᠢ ᠡᠮ ᠤᠨ ᠵᠠᠭᠪᠣᠷ ᠴᠣᠭᠯᠠᠭᠣᠯᠪᠠ ᠃1960 ᠣᠨ ᠳ᠋ᠣ ᠲᠦᠪᠡᠳ ᠣᠷᠣᠨ ᠳ᠋ᠣ ᠬᠦᠷᠴᠦ ᠳᠣᠬᠠᠢ ᠶ᠋ᠢᠨ ᠭᠠᠵᠡᠷ ᠤᠨ ᠳᠦᠪᠡᠳ ᠡᠮᠴᠢ ᠡᠴᠨ ᠳᠦᠪᠡᠳ ᠡᠮ ᠨᠣᠮᠣᠬᠠᠳᠬᠠᠬᠣ ᠂ ᠨᠠᠶᠢᠷᠠᠭᠣᠯᠬᠣ ᠪᠠ ᠡᠮᠴᠢᠯᠡᠭᠡᠨ ᠤ ᠮᠡᠷᠭᠡᠵᠢᠯ ᠰᠣᠷᠣᠯᠴᠠᠬᠣ ᠶ᠋ᠢᠨ ᠳᠠᠭᠠᠣ ᠯᠢᠨ ᡁᠢ ᠣᠷᠣᠨ ᠡᠴᠨ260ᠭᠠᠷᠣᠢ ᠳᠦᠷᠦᠯ ᠤᠨ ᠬᠡᠬᠡᠷ᠎ᠡ ᠶ᠋ᠢᠨ ᠣᠷᠭᠣᠮᠡᠯ ᠤᠨ ᠡᠮᠳᠣ ᠪᠣᠳᠡᠰ ᠤᠨ ᠵᠠᠭᠪᠣᠷ ᠪᠣᠯᠣᠨ40 ᠳᠦᠷᠦᠯ ᠤᠨ ᠳᠦᠪᠡᠳ ᠣᠷᠣᠨ ᠳ᠋ᠣ ᠣᠷᠭᠣᠳᠠᠭ ᠡᠮ ᠤᠨ ᠣᠨᠴᠠᠭᠠᠢ ᠭᠠᠷᠣᠯᠳᠠ ᠶ᠋ᠢ ᠴᠣᠭᠯᠠᠭᠣᠯᠵᠦ ᠠᠪᠴᠢᠷᠠᠵᠠᠢ ᠃ ᠳᠠᠷᠠᠭ᠎ᠠ ᠪᠡᠷ ᠨᠢ ᠶᠡᠬᠡ ᠬᠡᠮᠵᠢᠶᠡᠨ ᠤ ᠲᠦᠪᠡᠳ ᠮᠠᠲ᠋ᠸᠷᠢᠶᠡᠯ ᠢ ᠱᠦᠬᠦᠵᠦ ᠮᠣᠩᠭᠤᠯ ᠡᠮ ᠡᠮᠨᠡᠯᠬᠡ ᠶ᠋ᠢᠨ ᠡᠮᠴᠢᠯᠡᠬᠡ ᠳᠡᠢ ᠪᠡᠨ ᠣᠶᠠᠯᠳᠣᠭᠣᠯᠵᠦ ᠰᠣᠳᠣᠯᠣᠭᠠᠳ ᠶᠡᠬᠡ ᠰᠠᠶᠢᠨ ᠦᠷ᠎ᠡ ᠪᠦᠳᠦᠮᠵᠢ ᠶ᠋ᠢ ᠣᠯᠣᠬᠰᠠᠨ ᠪᠠᠶᠢᠨ᠎ᠠ ᠃
ᠮᠤᠩᠭᠤᠯ ᠡᠮ ᠨᠠᠶᠢᠷᠠᠯᠭ᠎ᠠ ᠶ᠋ᠢᠨ ᠪᠦᠳᠦᠬᠡᠨ ᠪᠠᠶᠢᠭᠣᠯᠣᠯᠳᠠ ᠶ᠋ᠢᠨ ᠳᠣᠮᠳᠠ ᠬᠢᠳᠡᠳ ᠡᠸᠦ᠋ᠷᠣᠹᠠ ᠡᠮᠨᠡᠯᠬᠡ ᠶ᠋ᠢᠨ ᠡᠮ ᠨᠠᠶᠢᠷᠠᠭᠣᠯᠬᠣ ᠳᠡᠷᠢᠬᠦᠨ ᠤ ᠣᠷ᠎ᠡ ᠮᠡᠷᠭᠡᠵᠢᠯ ᠢ ᠬᠦᠯᠢᠶᠡᠨ ᠠᠪᠴᠦ ᠣᠷᠣᠭᠣᠯᠠᠭᠠᠳ ᠨᠢᠬᠡᠨ ᠳᠦᠬᠦᠷ ᠮᠣᠩᠭᠤᠯ ᠡᠮ ᠨᠠᠶᠢᠷᠠᠭᠣᠯᠬᠣ ᠳᠣᠨᠣᠭ ᠳᠦᠬᠦᠷᠡᠮᠵᠢ ᠣᠭᠰᠠᠷᠡᠵᠦ ᠦᠩᠬᠡᠷᠡᠭᠰᠡᠨ ᠤ ᠭᠠᠷ ᠢᠶ᠋ᠡᠷ ᠦᠢᠯᠡᠳᠬᠦ ᠂ ᠨᠠᠶᠢᠷᠠᠯᠭ᠎ᠠ ᠶ᠋ᠢᠨ ᠬᠡᠯᠪᠡᠷᠢ ᠨᠢ ᠴᠦᠬᠡᠨ ᠂ ᠠᠴᠢ ᠳᠣᠰᠨ ᠨᠢ ᠳᠣᠣᠷ᠎ᠡ ᠂ ᠡᠮ ᠤᠨ ᠶᠠᠰᠣ ᠴᠢᠨᠡᠷ ᠢ ᠪᠠᠳᠣᠯᠵᠦ ᠳᠡᠶᠢᠯᠬᠦ ᠦᠬᠡᠢ ᠪᠠᠶᠢᠳᠡᠯ ᠢ ᠦᠬᠡᠷᠡᠴᠢᠯᠡᠪᠠ ᠃
ᠪᠣᠣ ᠵᠢᠩ ᠷᠦᠩ40 ᠭᠠᠷᠣᠢ ᠵᠢᠯ ᠤᠨ ᠳᠣᠷᠰᠢ ᠮᠤᠩᠭᠤᠯ ᠡᠮ ᠰᠣᠳᠣᠯᠬᠣ ᠶᠠᠪᠣᠴᠨ ᠶ᠋ᠢᠨ ᠳᠣᠮᠳᠠ ᠡᠯᠪᠡᠭ ᠪᠠᠶᠠᠯᠢᠭ ᠡᠮ ᠤᠨ ᠣᠬᠠᠭᠠᠨ ᠤ ᠳᠣᠷᠰᠢᠯᠭ᠎ᠠ ᠬᠣᠷᠠᠮᠳᠣᠭᠣᠯᠵᠦ ᠂1983ᠣᠨ ᠡᠴᠨ ᠡᠬᠢᠯᠡᠨ ︽ ᠦᠪᠦᠷ ᠮᠣᠩᠭᠤᠯ ᠤᠨ ᠮᠤᠩᠭᠤᠯ ᠡᠮ ᠨᠠᠶᠢᠷᠠᠯᠭ᠎ᠠ ᠶ᠋ᠢᠨ ᠪᠠᠷᠢᠮᠵᠢᠶ᠎ᠠ ︾᠂ ︽ ᠮᠣᠩᠭᠤᠯ ᠡᠮᠳᠣ ᠮᠠᠲ᠋ᠸᠷᠢᠶᠡᠯ ᠤᠨ ᠪᠠᠷᠢᠮᠵᠢᠶ᠎ᠠ ︾ ᠶ᠋ᠢ ᠡᠷᠬᠢᠯᠡᠨ ᠨᠠᠶᠢᠷᠠᠭᠣᠯᠣᠬᠰᠠᠨ ᠪᠠ ᠦᠪᠦᠷ ᠮᠣᠩᠭᠣᠯ ᠤᠨ ᠦᠪᠡᠷᠳᠡᠬᠡᠨ ᠵᠠᠰᠠᠬᠣ ᠣᠷᠣᠨ ᠤ ᠭᠣᠣᠯᠳᠣᠯᠭᠠᠳᠣ ᠰᠡᠳᠣᠪ ︽ ᠦᠪᠦᠷ ᠮᠣᠩᠭᠤᠯ ᠤᠨ ᠡᠮᠳᠣ ᠣᠷᠭᠣᠮᠡᠯ ᠤᠨ ᠣᠶᠢᠯᠡᠪᠣᠷᠢ ︾ᠶ᠋ᠢ ᠨᠠᠶᠢᠷᠠᠭᠣᠯᠣᠨ ᠪᠢᠴᠢᠬᠦ ᠠᠵᠢᠯ ᠢ ᠡᠷᠬᠢᠯᠡᠨ ᠬᠦᠢᠴᠢᠳᠬᠡᠪᠠ ᠃ ᠳᠡᠭᠦᠨ ᠤ ᠮᠣᠩᠭᠤᠯ ᠡᠮ ᠤᠨ ᠰᠣᠳᠣᠯᠣᠯ ᠤᠨ ᠳᠠᠯ᠎ᠠ ᠪᠡᠷ ᠬᠢ ᠬᠦᠨ ᠵᠣᠵᠠᠭᠠᠨ ᠠᠪᠢᠶᠡᠰ ᠪᠢᠯᠢᠭ ᠪᠣᠯᠣᠨ ᠳᠣᠪᠣᠶᠢᠮ᠎ᠠ ᠭᠠᠪᠢᠶ᠎ᠠ ᠵᠢᠳᠬᠦᠯ ᠨᠢ ᠮᠣᠩᠭᠤᠯ ᠡᠮ ᠡᠮᠨᠡᠯᠬᠡ ᠶ᠋ᠢᠨ ᠬᠡᠨ ᠤ ᠦᠨᠳᠦᠷ ᠦᠨᠠᠯᠠᠯᠳᠠ ᠶ᠋ᠢ ᠣᠯᠣᠬᠰᠠᠨ ᠪᠠᠶᠢᠨ᠎ᠠ ᠃ ᠳᠡᠷᠨ ᠪᠡᠷ ᠣᠷᠢᠳ ᠬᠣᠵᠢᠳ ᠦᠪᠡᠷᠳᠡᠬᠡᠨ ᠵᠠᠰᠠᠬᠣ ᠣᠷᠣᠨ ᠤ ᠡᠮ ᠤᠨ ᠰᠣᠳᠣᠯᠣᠯ ᠤᠨ ᠨᠡᠶᠢᠭᠡᠮᠯᠢᠭ ᠤᠨ ᠪᠠᠶᠢᠩᠭᠤ ᠶ᠋ᠢᠨ ᠬᠡᠷᠡᠭ ᠡᠷᠬᠢᠯᠡᠭᠴᠢ ᠂ ᠮᠣᠩᠭᠤᠯ ᠡᠮ ᠡᠮᠨᠡᠯᠬᠡ ᠤᠨ ᠡᠷᠳᠡᠮ ᠰᠢᠨᠵᠢᠯᠡᠬᠡᠨ ᠤ ᠨᠠᠶᠢᠬᠡᠮᠯᠢᠭ ᠤᠨ ᠬᠡᠷᠡᠭ ᠡᠷᠬᠢᠯᠡᠭᠴᠢ ᠂ ᠮᠣᠩᠭᠤᠯ ᠡᠮ ᠤᠨ ᠬᠣᠪᠢᠶᠡᠷᠢ ᠬᠣᠷᠡᠯ ᠤᠨ ᠡᠷᠬᠢᠯᠡᠭᠴᠢ ᠂ ᠦᠪᠦᠷ ᠮᠣᠩᠭᠤᠯ ᠤᠨ ᠦᠪᠡᠷᠳᠡᠭᠡᠨ ᠵᠠᠰᠠᠬᠣ ᠣᠷᠣᠨ ᠤ ᠡᠮᠳᠣ ᠪᠣᠳᠡᠰ ᠢ ᠬᠢᠨᠡᠨ ᠳᠣᠬᠳᠠᠭᠠᠬᠣ ᠵᠦᠪᠯᠡᠯ ᠤᠨ ᠬᠡᠰᠢᠬᠦᠨ ᠤ ᠡᠭᠦᠷᠬᠡ ᠳᠣᠰᠢᠶᠡᠯ ᠢ ᠬᠠᠷᠢᠭᠣᠴᠠᠵᠦ ᠦᠩᠬᠡᠷᠡᠪᠡ ᠃1985ᠣᠨ ᠳ᠋ᠣ ᠦᠪᠡᠷᠳᠡᠬᠡᠨ ᠵᠠᠰᠠᠬᠣ ᠣᠷᠣᠨ ᠤ ᠰᠢᠨᠵᠢᠯᠡᠬᠦ ᠣᠬᠠᠭᠠᠨ ᠲᠸᠭᠨᠢᠭ ᠮᠡᠷᠭᠡᠵᠢᠯ ᠤᠨ ᠳᠠᠪᠰᠢᠯᠳᠠ ᠶ᠋ᠢᠨ3ᠳ᠋ᠣᠭᠠᠷ ᠳᠠᠰ ᠤᠨ ᠱᠠᠩᠨᠠᠯ ᠬᠦᠷᠳᠡᠵᠠᠢ ᠃
ᠪᠤᠤ ᠵᠢᠩ ᠷᠦᠩ ᠪᠠᠬᠰᠢ 2017ᠤᠨ ᠤ8ᠰᠣᠷᠠ ᠶᠢᠨ 30 ᠤ ᠡᠳᠦᠷ ᠤᠨ ᠰᠦᠨᠢ ᠶᠢᠨ ᠨᠢᠭᠡ ᠴᠠᠭ ᠲᠠᠪᠢᠨ ᠨᠠᠢᠮᠠᠨ ᠮᠢᠨᠦᠲ ᠳᠤ ᠡᠪᠡᠳᠴᠢᠨ ᠶᠢᠡᠷ ᠨᠠᠰᠦ ᠪᠠᠷᠠᠪᠠ᠃